ᠤᠨᠠᠭᠠᠨ ᠪᠦᠷᠢᠳᠦ
        ᠠ᠊ ᠂ ᠣᠳᠼᠠᠷ
   ᠵᠤᠨ ᠤ ᠡᠬᠢᠨ ᠤ ᠲᠤᠩᠭᠠᠯᠠᠭ ᠡᠳᠦᠷ ᠪᠢ ᠲᠡᠮᠡᠭᠡ ᠤᠨᠤᠵᠤ ᠮᠠᠩᠬᠠᠨ ᠳᠠᠯᠠᠢ ᠶᠢ ᠭᠡᠲᠦᠯᠵᠦ ᠤᠨᠠᠭᠠᠨ ᠪᠦᠷᠢᠲᠦ ᠶᠢ ᠴᠢᠭ᠍ᠯᠡᠪᠡ᠃ 
ᠮᠦᠯᠢᠭᠡᠷ ᠮᠦᠯᠢᠭᠡᠷ ᠴᠠᠭᠠᠨ ᠮᠠᠩᠬ᠎ᠠ ᠬᠢᠵᠠᠭᠠᠨᠷ ᠦᠭᠡᠢ ᠵᠤᠯᠭᠠᠯᠳᠤᠨ ᠭᠦᠨ ᠳᠠᠯᠠᠢ ᠶᠢᠨ ᠲᠣᠭᠰᠢᠨ ᠳᠠᠪᠠᠯᠭᠠᠨ ᠮᠡᠲᠦ ᠴᠠᠯᠭᠢᠯᠠᠵᠤ 
ᠬᠤᠷᠴᠠ ᠨᠠᠷᠠᠨ ᠤ ᠭᠡᠷᠡᠯ ᠰᠠᠴᠤᠷᠠᠨ᠎ᠠ᠃ ᠰᠢᠲᠠᠭᠠᠮ᠎ᠠ ᠨᠠᠷᠠᠨ ᠳᠡᠭᠡᠷ᠎ᠡ ᠡᠴᠡ ᠲᠥᠭᠡᠨᠡᠬᠦ ᠳᠦ ᠬᠠᠯᠠᠭᠤᠨ ᠢᠯᠴᠢ ᠳᠣᠣᠷ᠎ᠠ ᠡᠴᠡ 
ᠨᠢᠯᠴᠢᠭᠢᠨᠡᠵᠦ ᠠᠮᠢᠰᠬᠤᠭ᠎ᠠ ᠪᠦᠭᠯᠡᠷᠡᠬᠦ ᠪᠣᠯᠪᠠᠴᠤ ᠬᠠᠶᠠ ᠥᠨᠳᠦᠷ ᠮᠠᠩᠬᠠᠨ ᠤ ᠬᠥᠲᠦᠯ ᠢ ᠳᠠᠪᠠᠵᠤ᠂ ᠦᠶ᠎ᠡ ᠦᠶ᠎ᠡ ᠢᠯᠪᠢᠨ 
ᠢᠷᠡᠬᠦ ᠰᠡᠷᠢᠭᠦᠨ ᠰᠠᠯᠬᠢ ᠶᠢ ᠰᠦᠷᠦᠨ ᠶᠠᠪᠤᠬᠤ ᠨᠢ ᠮᠦᠨ ᠴᠤ ᠨᠢᠭᠡ ᠴᠠᠭ ᠤᠨ ᠵᠢᠷᠭᠠᠯ ᠪᠣᠯᠤᠨ᠎ᠠ᠃
   ᠡᠯᠡᠰᠦᠨ ᠳᠠᠯᠠᠢ ᠶᠢᠨ ᠣᠩᠭᠤᠴᠠ ᠭᠡᠵᠦ ᠡᠷᠲᠡ ᠡᠴᠡ ᠬᠠᠯᠲᠠᠷᠰᠢᠭᠰᠠᠨ ᠣᠷᠳᠤᠰ ᠤᠨ ᠲᠡᠮᠡᠭᠡ᠂ ᠮᠠᠩᠬᠠᠨ ᠳᠠᠪᠠᠭ᠎ᠠ ᠨᠣᠭᠤᠳ ᠢ 
ᠠᠷᠤ ᠳᠠᠭᠠᠨ ᠣᠷᠬᠢᠨ ᠤᠷᠤᠭᠰᠢᠯᠠᠵᠤ ᠶᠠᠪᠤᠲᠠᠯ᠎ᠠ ᠬᠥᠳᠡᠩᠳᠦᠨ ᠴᠡᠩᠬᠡᠷᠯᠡᠬᠦ ᠮᠠᠨᠠᠨ ᠳᠣᠮᠳᠠ ᠨᠢᠭᠡ ᠶᠡᠬᠡ ᠲᠠᠭᠲᠤ ᠮᠡᠲᠦ ᠥᠨᠳᠦᠷ 
ᠬᠠᠢᠢᠷᠠᠬᠠᠨ ᠠᠯᠤᠰ ᠲᠤ ᠬᠥᠪᠭᠡᠯᠵᠡᠨ ᠬᠠᠷᠠᠭᠳᠠᠪᠠ᠃ ᠪᠢ ᠣᠯᠵᠤ ᠦᠵᠡᠮᠡᠭᠴᠡ ᠲᠡᠭᠦᠨ ᠢ ᠵᠡᠷᠭᠡᠯᠭᠡᠨ ᠳᠣᠮᠳᠠᠬᠢ ᠬᠣᠯᠠ ᠶᠢᠨ 
ᠡᠭᠦᠯᠡ ᠭᠡᠵᠦ ᠰᠠᠨᠠᠪᠠ᠂ ᠭᠡᠲᠡᠯ᠎ᠡ ᠡᠨᠡ ᠪᠣᠯ ᠣᠷᠳᠤᠰ ᠨᠤᠲᠤᠭ ᠤᠨ ᠥᠷᠦᠴᠡ ᠪᠣᠯᠤᠭᠰᠠᠨ ᠡᠷᠭᠡᠲᠦ ᠬᠠᠢᠢᠷᠬᠠᠨ ᠭᠡᠳᠡᠭ ᠠᠭᠤᠯᠠ 
ᠭᠡᠵᠦ ᠬᠠᠮᠲᠤ ᠠᠶᠠᠯᠠᠭᠰᠠᠨ ᠨᠥᠬᠦᠳ ᠨᠠᠳᠠ ᠬᠡᠯᠡᠵᠦ ᠥᠭᠪᠡ᠃ ᠡᠯᠡᠰᠦᠨ ᠳᠠᠯᠠᠢ ᠳᠣᠲᠤᠷ᠎ᠠ ᠲᠤᠵᠢ ᠭᠤᠷᠪᠠᠨ ᠡᠳᠦᠷ ᠠᠶᠠᠯᠠᠭᠠᠳ 
ᠭᠡᠨᠡᠳᠲᠡ ᠠᠭᠤᠯᠠᠨ ᠤ ᠪᠠᠷ᠎ᠠ ᠦᠵᠡᠬᠦ ᠳᠤ ᠦᠨᠡᠬᠡᠷ ᠰᠠᠯᠵᠤ ᠤᠳᠠᠭᠰᠠᠨ ᠨᠠᠢᠢᠵᠠ ᠲᠠᠢ ᠪᠡᠨ ᠤᠴᠠᠷᠠᠭᠰᠠᠨ ᠰᠢᠭ ᠬᠠᠯᠠᠭᠤᠨ 
ᠲᠣᠳᠤᠨᠤ ᠰᠠᠨᠠᠭᠳᠠᠵᠤ᠂ ᠶᠠᠭᠠᠬᠢᠯ᠎ᠠ ᠴᠤ ᠭᠡᠰᠡᠨ ᠲᠥᠷᠭᠡᠬᠡᠨ ᠳᠡᠷᠭᠡᠲᠡ ᠨᠢ ᠣᠴᠢᠬᠤ ᠶᠢ ᠬᠦᠰᠡᠯ᠎ᠡ᠃ ᠡᠷᠭᠡᠲᠦ ᠬᠠᠢᠢᠷᠬᠠᠨ 
ᠣᠢᠢᠷᠠᠲᠤᠬᠤ ᠳᠣᠲᠤᠮ ᠮᠣᠳᠤ ᠰᠢᠭᠤᠢ ᠣᠯᠠᠮ ᠵᠤᠵᠠᠭᠠᠷᠠᠵᠤ᠂ ᠪᠡᠯᠴᠢᠭᠡᠷ ᠡᠪᠡᠰᠦ ᠨᠣᠭᠤᠭᠠᠷᠠᠭᠠᠳ᠂ ᠮᠠᠩᠭᠢᠷ ᠲᠠᠭᠠᠨ᠎ᠠ ᠶᠢᠨ 
ᠦᠨᠦᠷ ᠲᠠᠭᠠᠲᠠᠢ ᠰᠠᠢᠢᠬᠠᠨ ᠬᠠᠩᠬᠤᠯᠤᠨ᠎ᠠ᠃ ᠮᠠᠩᠬᠠᠨ ᠵᠠᠬ᠎ᠠ ᠶᠢᠨ ᠥᠨᠳᠦᠷ ᠣᠷᠤᠢ ᠶᠢ ᠳᠠᠪᠠᠵᠤ ᠬᠠᠷᠤᠩᠭᠤᠲᠠ ᠲᠡᠭᠷᠢ 
ᠲᠤᠯᠤᠮ᠎ᠠ ᠴᠡᠩᠬᠡᠷ ᠳᠣᠯᠭᠢᠶᠠᠨ ᠤ ᠦᠵᠦᠭᠦᠷ ᠲᠦ ᠨᠢᠭᠡ ᠰᠠᠢᠢᠬᠠᠨ ᠲᠦᠭᠦᠷᠢᠭ᠌ ᠨᠠᠭᠤᠷ ᠦᠵᠡᠭᠳᠡᠪᠡ᠃ ᠬᠣᠯᠠ ᠡᠴᠡ ᠬᠠᠷᠠᠬᠤ ᠳᠤ 
ᠨᠠᠭᠤᠷ ᠶᠠᠭ ᠮᠦᠩᠭᠦᠨ ᠤᠣ ᠮᠡᠲᠦ ᠮᠡᠯᠮᠡᠯᠵᠡᠨ ᠭᠢᠯᠲᠦᠭᠡᠨᠡᠭᠡᠳ᠂ ᠲᠡᠷᠭᠡᠯ ᠰᠠᠷᠠᠨ ᠭᠠᠵᠠᠷ ᠤᠨᠠᠭᠰᠠᠨ ᠰᠢᠭ ᠲᠦᠭᠦᠷᠢᠭ᠌ ᠪᠦᠭᠡᠳ 
ᠭᠡᠭᠡᠨ᠃ ᠡᠨᠡ ᠨᠢ ᠣᠷᠳᠤᠰ ᠤᠨ ᠥᠨᠳᠦᠷᠯᠢᠭ᠌ ᠦᠨ ᠴᠢᠮᠡᠭ ᠪᠣᠯᠤᠭᠰᠠᠨ ᠠᠯᠳᠠᠷᠲᠤ ᠰᠠᠢᠢᠬᠠᠨ ᠤᠨᠠᠭᠠᠨ ᠪᠦᠷᠢᠲᠦ ᠮᠦᠨ ᠠᠵᠢ᠃ 
ᠶᠠᠪᠤᠵᠤ ᠪᠠᠢᠢᠲᠠᠯ᠎ᠠ ᠮᠠᠩᠬᠠᠨ ᠵᠠᠮ ᠪᠢᠳᠡᠨ ᠢ ᠬᠥᠲᠦᠯᠵᠦ ᠲᠡᠭᠷᠢ ᠶᠢᠨ ᠨᠠᠷᠠ ᠦᠵᠡᠭᠳᠡᠬᠦ ᠦᠭᠡᠢ ᠪᠠᠯᠠᠷ ᠳᠦᠩ ᠳᠦ ᠣᠷᠤᠭᠤᠯᠪᠠ᠃ 
ᠡᠨᠡ ᠬᠢᠷᠢ ᠳᠦ ᠮᠠᠩᠠᠬᠠᠨ ᠳᠠᠯᠠᠢ ᠶᠢᠨ ᠰᠢᠲᠠᠭᠠᠮ᠎ᠠ ᠬᠠᠯᠠᠭᠤᠨ ᠬᠣᠯᠠ ᠬᠠᠶᠠᠭᠳᠠᠵᠤ᠂ ᠴᠢᠬᠢᠭ᠌ ᠦᠨ ᠠᠮᠢᠰᠭᠤᠯ ᠶᠢᠡᠷ ᠳᠦᠭᠦᠷᠦᠭᠰᠡᠨ 
ᠰᠡᠷᠢᠭᠦᠨ ᠰᠠᠯᠬᠢ ᠡᠩᠭᠡᠯᠵᠡᠭᠦᠷ ᠥᠭᠡᠳᠡ ᠰᠠᠩᠬᠢᠨᠠᠵᠤ ᠨᠢᠭᠡ ᠯᠡ ᠴᠠᠭ ᠶᠢᠡᠷ ᠨᠠᠮᠤᠷ ᠪᠣᠯᠤᠭᠰᠠᠨ ᠮᠡᠲᠦ ᠰᠠᠨᠠᠭᠳᠠᠭᠤᠯᠤᠨ᠎ᠠ᠃ 
ᠡᠨᠳᠡ ᠶᠣᠰᠤᠲᠠᠢ ᠵᠦᠢᠯ ᠦᠨ ᠰᠢᠪᠠᠭᠤᠳ ᠤᠨ ᠴᠡᠩᠭᠡᠯᠲᠦ ᠣᠷᠤᠨ ᠪᠠᠢᠢᠵᠠᠢ᠃ ᠬᠣᠯᠠ ᠡᠴᠡ ᠬᠦᠬᠦᠭᠡ ᠰᠢᠪᠠᠭᠤ ᠳᠣᠩᠭᠤᠳᠤᠨ᠂ 
ᠬᠣᠢᠢᠭᠤᠷ ᠡᠮᠦᠨᠡᠭᠦᠷ ᠬᠠᠷᠢᠶᠠᠴᠠᠢ ᠬᠠᠯᠢᠨ ᠨᠢᠰᠴᠦ᠂ ᠬᠣᠶᠠᠷ ᠬᠠᠵᠠᠭᠤ ᠪᠡᠷ ᠪᠣᠯᠵᠤᠮᠤᠷ ᠴᠡᠭᠴᠡᠦᠬᠡᠢ ᠵᠢᠷᠭᠢᠨ᠎ᠡ᠃
   ᠡᠨᠳᠡ ᠬᠢᠩᠭᠠᠨ ᠠᠭᠤᠯᠠᠨ ᠤ ᠣᠢ ᠮᠡᠲᠦ ᠰᠦᠷᠯᠢᠭ᠌ ᠨᠠᠷᠠᠰᠤ ᠦᠵᠡᠭᠳᠡᠬᠦ ᠦᠭᠡᠢ᠂ ᠠᠪᠠ ᠶᠢᠨ ᠠᠭᠤᠯᠠᠨ ᠤ ᠣᠢ ᠮᠡᠲᠦ 
ᠴᠡᠭᠡᠬᠡᠨ ᠬᠤᠰᠤ ᠬᠠᠷᠠᠭᠳᠠᠬᠤ ᠦᠭᠡᠢ᠂ ᠵᠦᠪᠬᠡᠨ ᠢᠭᠴᠢ ᠤᠷᠭᠤᠭᠰᠠᠨ ᠤᠳᠠ ᠤᠯᠢᠶᠠᠰᠤ ᠨᠢ ᠨᠠᠮᠠᠭ᠎ᠠ ᠪᠡᠷ ᠶᠢᠡᠨ ᠨᠡᠢᠢᠯᠡᠵᠦ᠂ 
ᠵᠠᠮ ᠤᠨ ᠬᠣᠶᠠᠷ ᠲᠠᠯ᠎ᠠ ᠪᠡᠷ ᠮᠣᠢᠢᠯ᠂ ᠤᠭᠤᠨᠠᠢ᠂ ᠨᠣᠬᠠᠢ ᠶᠢᠨ ᠬᠤᠰᠢᠭᠤ᠂ ᠦᠷᠢᠯ᠂ ᠬᠡᠭᠡᠷ᠎ᠡ ᠶᠢᠨ ᠠᠯᠢᠮ᠎ᠠ ᠵᠡᠷᠭᠡ 
ᠶᠠᠭᠰᠢᠷᠠᠲᠠᠯ᠎ᠠ ᠰᠠᠭᠤᠵᠤ᠂ ᠨᠦᠬᠦᠷᠰᠡᠭ ᠵᠣᠴᠢᠷᠬᠠᠭ ᠣᠷᠳᠤᠰ ᠤᠨ ᠮᠠᠯᠴᠢᠳ ᠤᠨ ᠲᠠᠪᠠᠭ ᠲᠠᠢ ᠴᠠᠭᠠᠨ ᠢᠳᠡᠭᠡ ᠮᠡᠲᠦ 
ᠬᠠᠮᠢᠭᠠᠰᠢ ᠪᠡᠨ ᠭᠠᠷ ᠰᠤᠩᠭᠤᠪᠠᠴᠤ ᠠᠪᠴᠤ ᠡᠮᠬᠦᠮᠡᠷ ᠪᠠᠢᠢᠨ᠎ᠠ ᠪᠢᠯᠡ᠃ ᠣᠢ ᠰᠢᠭᠤᠢ ᠶᠢᠨ ᠵᠠᠬ᠎ᠠ ᠡᠴᠡ ᠭᠠᠷᠬᠤ ᠲᠠᠢ 
ᠵᠡᠷᠭᠡ ᠠᠳᠤᠭᠤ ᠮᠠᠯ ᠤᠨ ᠰᠦᠷᠦᠭ ᠬᠠᠷᠠᠭᠳᠠᠵᠤ᠂ ᠬᠣᠨᠢᠴᠢᠨ ᠬᠡᠦᠬᠡᠨ ᠤᠨ ᠬᠣᠩᠭᠤᠷ ᠳᠠᠭᠤᠨ ᠣᠢ ᠶᠢᠨ ᠳᠣᠲᠤᠷ᠎ᠠ 
ᠴᠤᠤᠷᠢᠶᠠᠳᠤᠨ ᠰᠣᠨᠤᠰᠲᠠᠨ᠎ᠠ᠃
   ᠤᠨᠠᠭᠠᠨ ᠪᠦᠷᠢᠲᠦ ᠶᠢᠨ ᠭᠠᠳᠠᠭᠤᠷ ᠣᠭ᠍ᠶᠤᠨ ᠬᠡᠷᠡᠮ ᠪᠣᠯᠵᠤ ᠴᠠᠭᠠᠷᠢᠭᠯᠠᠭᠰᠠᠨ ᠪᠠᠯᠠᠷ ᠰᠢᠭᠤᠢ ᠶᠢ ᠰᠢᠪᠲᠤᠯᠤᠨ ᠥᠩᠭᠡᠷᠡᠪᠡᠯ 
ᠴᠡᠴᠡᠭ ᠬᠤᠸᠠᠷ ᠶᠢᠡᠷ ᠴᠢᠮᠡᠭᠯᠡᠭᠰᠡᠨ ᠰᠤᠷᠭᠤᠭ ᠪᠡᠯᠴᠢᠭᠡᠷᠲᠦ ᠲᠠᠯ᠎ᠠ ᠬᠠᠷᠠᠭᠳᠠᠨ᠎ᠠ᠃ ᠤᠷᠠᠯᠠᠨ ᠨᠡᠬᠡᠭᠰᠡᠨ ᠬᠡᠪᠢᠰ ᠮᠡᠲᠦ ᠨᠠᠷᠢᠨ 
ᠵᠦᠭᠡᠯᠡᠨ ᠵᠦᠯᠭᠡᠨ ᠳᠡᠭᠡᠷ᠎ᠡ ᠴᠠᠪᠠ ᠦᠭᠡᠢ ᠱᠠᠵᠠᠩ ᠰᠢᠭ ᠮᠠᠨᠤ ᠬᠣᠸᠠᠷ᠂ ᠴᠢᠰᠤᠨ ᠤᠯᠠᠭᠠᠨ ᠲᠣᠷᠤᠭ ᠰᠠᠷᠠᠨ᠎ᠠ᠂ ᠠᠯᠲᠠᠨ 
ᠥᠩᠭᠡᠲᠡᠢ ᠰᠢᠷ᠎ᠠ ᠬᠣᠸᠠᠷ᠂ ᠪᠢᠳᠤᠷᠶᠠᠨ ᠥᠩᠭᠡᠲᠡᠢ ᠪᠡᠷ ᠴᠡᠴᠡᠭ ᠤᠳ ᠥᠩᠭᠡ ᠢᠯᠭᠠᠷᠠᠨ ᠳᠡᠯᠭᠡᠷᠡᠭᠡᠳ ᠵᠢᠪᠠᠷ ᠤᠨ 
ᠠᠶᠠᠰ ᠶᠢᠡᠷ ᠲᠣᠯᠤᠭᠠᠢ ᠳᠣᠬᠢᠯᠵᠠᠵᠤ ᠨᠠᠢᠢᠭᠤᠨ᠎ᠠ᠃ ᠴᠡᠴᠡᠭ ᠦᠨ ᠳᠣᠮᠳᠠᠭᠤᠷ ᠥᠷᠦᠮ᠎ᠡ ᠬᠤᠯᠠᠭᠠᠢᠢᠴᠢ ᠰᠦᠯᠵᠢᠯᠳᠦᠵᠦ᠂ 
ᠥᠩᠭᠡ ᠪᠦᠷᠢ ᠶᠢᠨ ᠡᠷᠪᠡᠬᠡᠢ ᠲᠡᠭᠦᠨ ᠦ ᠳᠡᠭᠡᠭᠦᠷ ᠨᠢᠰᠦᠨ᠎ᠡ᠃ ᠴᠠᠰᠤ ᠴᠠᠭᠠᠨ ᠬᠣᠨᠢᠨ ᠰᠦᠷᠦᠭ᠂ ᠬᠠᠷ᠎ᠠ ᠢᠮᠠᠭ᠎ᠠ
(ᠡᠨᠡ ᠪᠣᠯ ᠣᠷᠳᠤᠰ ᠤᠨ ᠣᠨᠴᠠᠯᠢᠭ ᠤᠨ ᠨᠢᠭᠡ ᠮᠦᠨ) ᠰᠦᠷᠦᠭ ᠰᠦᠷᠦᠭ ᠶᠢᠡᠷ ᠪᠡᠯᠴᠢᠨ ᠲᠣᠭᠲᠠᠬᠤ ᠡᠴᠡ ᠭᠠᠳᠠᠨ᠎ᠠ᠂ 
ᠮᠡᠯᠡᠢᠢᠲᠡᠯ᠎ᠡ ᠭᠤᠤᠵᠢᠭᠰᠠᠨ ᠮᠢᠬᠠᠯᠢᠭ ᠲᠠᠷᠭᠤᠨ ᠠᠳᠤᠭᠤᠨ ᠰᠦᠷᠦᠭ ᠨᠡᠩ ᠵᠤᠵᠠᠭᠠᠨ ᠬᠠᠷᠠᠭᠳᠠᠬᠤ ᠪᠦᠭᠡᠳ ᠤᠰᠤᠨ ᠤ 
ᠥᠩᠭᠡ ᠭᠢᠯᠲᠦᠭᠡᠨᠡᠵᠦ ᠲᠣᠰᠤ ᠳᠦᠷᠬᠢᠭᠰᠡᠨ ᠮᠡᠲᠦ ᠭᠡᠷᠯᠲᠦᠨ᠎ᠡ᠃ ᠬᠤᠢ ᠳᠡᠯ ᠲᠠᠢ ᠠᠵᠢᠷᠭ᠎ᠠ ᠨᠤᠭᠤᠳ ᠬᠦᠵᠦᠭᠦᠦ ᠳᠠᠷᠤᠨ 
ᠳᠡᠯ ᠰᠤᠭᠰᠤᠯᠵᠠᠭᠤᠯᠤᠨ ᠠᠳᠤᠭᠤᠨ ᠳᠣᠮᠳᠠᠭᠤᠷ ᠬᠦᠶᠦᠯᠴᠡᠨ ᠳᠠᠪᠬᠢᠯᠳᠤᠨ᠎ᠠ᠃ ᠬᠠᠪᠤᠷ ᠤᠨ ᠰᠡᠭᠦᠯ ᠵᠤᠨ ᠤ ᠡᠬᠢ ᠨᠢ 
ᠠᠳᠤᠭᠤᠨ ᠰᠦᠷᠦᠭ ᠦᠨ 《ᠤᠷᠤᠭ ᠬᠣᠷᠢᠮ ᠤᠨ ᠤᠯᠠᠷᠢᠯ》 ᠮᠦᠨ ᠪᠣᠯᠬᠤᠷ ᠵᠠᠷᠢᠮ ᠠᠵᠢᠷᠭ᠎ᠠ ᠨᠢ ᠨᠠᠰᠤ ᠭᠦᠢᠴᠡᠭᠰᠡᠨ 
ᠪᠠᠢᠢᠳᠠᠰᠤ ᠪᠡᠨ ᠰᠦᠷᠦᠭ ᠡᠴᠡ ᠪᠡᠨ ᠬᠠᠵᠠᠨ ᠭᠠᠷᠭᠠᠵᠤ 《ᠬᠠᠷᠢ ᠳᠤ ᠥᠭᠭᠦᠨ᠎ᠡ》᠃ ᠬᠠᠷᠢ ᠳᠤ ᠥᠭᠭᠦᠭᠰᠡᠨ ᠪᠠᠢᠢᠳᠠᠰᠤ ᠨᠢ 
ᠨᠥᠭᠦᠭᠡ ᠠᠵᠢᠷᠭ᠎ᠠ ᠨᠤᠭᠤᠳ 《ᠬᠦᠷᠭᠡᠯᠡᠨ》 ᠠᠪᠴᠤ ᠮᠠᠰᠢ ᠶᠠᠭᠠᠷᠠᠯᠲᠠᠢ ᠮᠦᠷᠲᠡᠭᠡᠨ ᠲᠡᠮᠡᠴᠡᠭᠡᠨ ᠲᠠᠢ ᠠᠵᠢ᠃ ᠰᠦᠷᠦᠭ ᠡᠴᠡ 
ᠬᠥᠭᠡᠭᠡᠭᠳᠡᠭᠰᠡᠨ ᠦᠷᠢᠶ᠎ᠡ᠂ 《ᠬᠠᠷᠢ ᠳᠤ ᠮᠤᠷᠳᠠᠭᠰᠠᠨ ᠪᠠᠢᠢᠳᠠᠰᠤ》 ᠨᠤᠭᠤᠳ ᠮᠦᠨ ᠴᠤ ᠬᠣᠯᠠ ᠤᠷᠤᠭᠯᠠᠭᠰᠠᠨ ᠬᠡᠦᠬᠡᠨ 
ᠮᠡᠲᠦ ᠡᠴᠢᠭᠡ ᠡᠬᠡ ᠠᠬ᠎ᠠ ᠳᠡᠭᠦᠦ ᠨᠠᠷ ᠡᠴᠡ ᠪᠡᠨ ᠰᠠᠯᠤᠨ ᠶᠠᠳᠠᠵᠤ᠂ ᠳᠠᠬᠢᠨ ᠳᠠᠬᠢᠨ ᠣᠣᠯ ᠰᠦᠷᠦᠭ ᠤᠷᠤᠭᠤ ᠪᠡᠨ 
ᠬᠦᠷᠦᠯᠴᠡᠨ ᠢᠷᠡᠳᠡᠭ ᠪᠠᠢᠢᠨ᠎ᠠ᠃ ᠠᠳᠤᠭᠤᠨ ᠳᠣᠮᠳᠠᠭᠤᠷ ᠠᠯᠭᠤᠷᠬᠠᠨ ᠶᠠᠪᠤᠬᠤ ᠳᠤ ᠄
   ᠤᠨᠠᠭᠠᠨ ᠪᠦᠷᠢᠲᠦ ᠶᠢᠨ ᠤᠰᠤ ᠨᠢ ᠠᠳᠤᠭᠤᠨ ᠰᠦᠷᠦᠭ ᠢ ᠲᠠᠲᠠᠨ᠎ᠠ
   ᠤᠬᠠᠭᠠᠨ ᠲᠠᠢ ᠭᠣᠶᠤᠬᠠᠨ ᠵᠠᠵᠠᠢ ᠮᠢᠨᠦ ᠵᠢᠷᠦᠬᠡ ᠶᠢ ᠲᠠᠲᠠᠨ᠎ᠠ
   ᠭᠡᠰᠡᠨ ᠣᠷᠳᠤᠰ ᠠᠷᠠᠳ ᠤᠨ ᠡᠷᠲᠡᠨ ᠤ ᠳᠠᠭᠤᠤ ᠰᠠᠨᠠᠭᠳᠠᠨ᠎ᠠ᠃ ᠤᠨᠠᠭᠠᠨ ᠪᠦᠷᠢᠲᠦ ᠶᠢᠨ ᠬᠥᠪᠡᠭᠡᠨ ᠳᠤ ᠡᠷᠲᠡᠨ ᠡᠴᠡ 
ᠠᠪᠤᠭᠠᠳ ᠠᠳᠤᠭᠤ ᠶᠡᠬᠡ ᠦᠷᠡᠵᠢᠳᠡᠭ ᠪᠦᠭᠡᠳ ᠬᠤᠷᠳᠤᠨ ᠮᠣᠷᠢ ᠭᠠᠷᠳᠠᠭ ᠠᠯᠳᠠᠷ ᠲᠠᠢ᠃
   ᠨᠠᠮᠤᠷ ᠬᠠᠪᠤᠷ ᠤᠨ ᠤᠯᠠᠷᠢᠯ ᠤᠨ ᠰᠠᠷᠠ ᠲᠠᠢ ᠰᠦᠨᠢ ᠶᠢᠨ ᠭᠦᠨ ᠳᠦ ᠨᠠᠭᠤᠷ ᠤᠨ ᠤᠰᠤ ᠲᠡᠭᠷᠢ ᠲᠤᠯᠤᠮ᠎ᠠ ᠣᠷᠭᠢᠯᠤᠨ 
ᠲᠣᠲᠤᠷ᠎ᠠ ᠡᠴᠡ ᠨᠢ ᠠᠯᠲᠠᠨ ᠤᠨᠠᠭ᠎ᠠ ᠭᠠᠷᠴᠤ ᠢᠷᠡᠭᠡᠳ᠂ ᠨᠠᠭᠤᠷ ᠤᠨ ᠬᠥᠪᠡᠭᠡ ᠶᠢᠨ ᠵᠦᠭᠡᠯᠡᠨ ᠵᠦᠯᠭᠡᠨ ᠳᠡᠭᠡᠷ᠎ᠡ ᠲᠣᠭᠯᠠᠨ 
ᠭᠦᠶᠦᠵᠦ᠂ ᠬᠥᠷᠪᠡᠨ ᠨᠠᠭᠠᠳᠳᠠᠭ ᠭᠡᠰᠡᠨ ᠡᠷᠲᠡᠨ ᠤ ᠳᠣᠮᠤᠭ ᠪᠠᠢᠢᠳᠠᠭ ᠠᠵᠢ᠃ ᠲᠡᠷᠡ ᠳᠣᠮᠤᠭ ᠲᠤ ᠄ ᠡᠷᠲᠡ ᠤᠷᠢᠳᠤ ᠶᠢᠨ 
ᠴᠠᠭ ᠲᠤ ᠨᠢᠭᠡᠨ ᠪᠠᠭᠠᠲᠤᠷ᠂ ᠳᠠᠢᠢᠰᠤᠨ ᠳᠤ ᠳᠠᠷᠤᠭᠳᠠᠭᠠᠳ ᠳᠤᠲᠠᠭᠠᠬᠤ ᠳᠤ ᠲᠡᠭᠦᠨ ᠤ ᠠᠯᠲᠠᠨ ᠰᠢᠷᠭ᠎ᠠ ᠮᠣᠷᠢ ᠨᠢ ᠪᠡᠶ᠎ᠡ 
ᠳᠡᠭᠡᠨ ᠳᠣᠯᠤᠭᠠᠨ ᠵᠠᠪᠠ ᠶᠢᠰᠦᠨ ᠰᠢᠷᠬ᠎ᠠ ᠲᠠᠢ ᠪᠠᠢᠢᠲᠠᠯ᠎ᠠ ᠲᠥᠮᠡᠨ ᠵᠠᠪᠠ ᠮᠢᠩᠭᠠᠨ ᠵᠢᠳᠠᠨ ᠤ ᠳᠣᠮᠳᠠᠭᠤᠷ ᠰᠢᠷᠭᠤᠨ ᠭᠠᠷᠴᠤ᠂ 
ᠡᠵᠡᠨ ᠶᠢᠡᠨ ᠠᠪᠤᠷᠠᠨ ᠭᠠᠷᠭᠠᠭᠠᠳ᠂ ᠡᠨᠡ ᠨᠠᠭᠤᠷ ᠤᠨ ᠬᠥᠪᠡᠭᠡᠨ ᠳᠤ ᠢᠷᠡᠵᠦ ᠦᠬᠦᠭᠰᠡᠨ ᠶᠣᠮ ᠭᠡᠨ᠎ᠡ᠃ ᠴᠢᠩᠬᠢᠭᠡᠳ ᠡᠵᠡᠨ ᠨᠢ 
ᠮᠣᠷᠢᠨ ᠤ ᠪᠡᠨ ᠬᠡᠭᠦᠷ ᠢ ᠨᠠᠭᠤᠷ ᠤᠨ ᠬᠥᠪᠡᠭᠡᠨ ᠳᠦ ᠣᠷᠤᠰᠢᠭᠤᠯᠤᠭᠠᠳ᠂ ᠬᠠᠢᠢᠷᠠᠲᠤ ᠬᠥᠯᠦᠭ ᠶᠢᠡᠨ ᠮᠥᠷᠦᠭᠡᠳᠴᠦ ᠰᠠᠨᠠᠬᠤ 
ᠳᠠᠭᠠᠨ ᠼᠠᠨᠳᠠᠨ ᠮᠣᠳᠤᠨ ᠲᠣᠯᠤᠭᠠᠢ ᠲᠠᠢ ᠮᠣᠷᠢᠨ ᠬᠤᠭᠤᠷ ᠵᠣᠬᠢᠶᠠᠵᠤ᠂ ᠮᠣᠷᠢᠨ ᠤ ᠪᠡᠨ ᠳᠡᠯ ᠰᠡᠭᠦᠯ ᠶᠢᠡᠷ ᠨᠢ ᠴᠢᠪᠬᠠᠳᠠᠰᠤ 
ᠬᠢᠵᠦ᠂ ᠡᠭᠡᠰᠢᠭ᠍ᠲᠦ ᠳᠠᠭᠤᠨ ᠵᠣᠬᠢᠶᠠᠵᠤ ᠮᠣᠷᠢ ᠪᠡᠨ ᠮᠠᠭᠲᠠᠨ ᠳᠠᠭᠤᠯᠠᠭᠰᠠᠨ ᠠᠵᠢ᠃ ᠡᠴᠦᠰ ᠳᠡᠭᠡᠨ ᠪᠠᠭᠠᠲᠤᠷ ᠰᠢᠷᠭ᠎ᠠ ᠮᠣᠷᠢ 
ᠠᠯᠲᠠᠨ ᠤᠨᠠᠭ᠎ᠠ ᠪᠣᠯᠵᠤ ᠨᠠᠭᠤᠷ ᠡᠴᠡ ᠭᠠᠷᠴᠤ ᠢᠷᠡᠭᠡᠳ᠂ ᠡᠵᠡᠨ ᠤ ᠪᠡᠨ ᠵᠦᠭ ᠬᠠᠩᠭᠢᠨᠠᠲᠠᠯ᠎ᠠ ᠦᠦᠷᠰᠡᠳᠡᠭ ᠪᠣᠯᠵᠠᠢ᠃ 
ᠠᠯᠲᠠᠨ ᠤᠨᠠᠭ᠎ᠠ ᠶᠢᠨ ᠳᠠᠭᠤᠨ ᠮᠢᠩᠭᠠᠨ ᠭᠠᠵᠠᠷ ᠴᠤᠤᠷᠢᠶᠠᠳᠤᠵᠤ᠂ ᠣᠷᠳᠤᠰ ᠤᠨ ᠲᠥᠮᠡᠨ ᠠᠳᠤᠭᠤ ᠲᠡᠭᠦᠨ ᠦ ᠳᠠᠭᠤᠨ ᠵᠦᠭ 
ᠭᠦᠶᠦᠯᠴᠡᠳᠡᠭ ᠤᠴᠢᠷ ᠡᠴᠡ ᠡᠨᠡ ᠨᠠᠭᠤᠷ ᠢ ᠤᠨᠠᠭᠠᠨ ᠪᠦᠷᠢᠲᠦ ᠭᠡᠵᠦ ᠨᠡᠷᠡᠢᠢᠳᠦᠭᠰᠡᠨ ᠪᠦᠭᠡᠳ ᠡᠨᠳᠡ ᠠᠳᠤᠭᠤ ᠶᠡᠬᠡ ᠥᠰᠴᠦ 
ᠬᠤᠷᠳᠤᠨ ᠮᠣᠷᠢ ᠭᠠᠷᠳᠠᠭ ᠤᠯᠠᠮᠵᠢᠯᠠᠯ ᠲᠠᠢ ᠪᠣᠯᠤᠭᠰᠠᠨ ᠭᠡᠨ᠎ᠡ᠃ ᠭᠠᠭᠴᠠ ᠮᠣᠷᠢ ᠪᠡᠨ ᠦᠬᠦᠭᠦᠯᠦᠭᠡᠳ ᠭᠣᠨᠢᠷᠠᠯᠲᠤ ᠳᠠᠭᠤᠤ 
ᠳᠠᠭᠤᠯᠠᠵᠤ ᠰᠠᠭᠤᠭᠰᠠᠨ ᠪᠠᠭᠠᠲᠤᠷ ᠤᠨ ᠦᠷᠡᠰ ᠨᠤᠲᠤᠭ ᠤᠨ ᠡᠵᠡᠨ ᠨᠢ ᠪᠣᠯᠤᠭᠠᠳ ᠲᠥᠮᠡᠨ ᠠᠳᠤᠭᠤ ᠮᠢᠩᠭᠠᠨ 
ᠠᠭᠲᠠ ᠪᠡᠷ ᠶᠢᠡᠨ ᠠᠭᠤᠯᠠ ᠲᠠᠯ᠎ᠠ ᠶᠢ ᠳᠦᠭᠦᠷᠭᠡᠵᠦ᠂ ᠲᠠᠷᠭᠤᠨ ᠮᠣᠷᠢᠨ ᠤ ᠨᠢᠷᠤᠭᠤᠨ ᠳᠡᠭᠡᠷ᠎ᠡ ᠰᠦᠪᠡᠭᠡ ᠲᠤᠯᠤᠨ 
ᠰᠠᠭᠤᠭᠠᠳ ᠢᠨᠠᠭ ᠳᠤᠷᠠᠯᠠᠯ᠂ ᠵᠣᠯ ᠵᠢᠷᠭᠠᠯ ᠤᠨ ᠳᠠᠭᠤᠤ ᠪᠡᠨ ᠳᠠᠭᠤᠯᠠᠨ᠎ᠠ᠃
   ᠨᠠᠭᠤᠷ ᠤᠨ ᠬᠥᠪᠡᠭᠡᠨ ᠳᠦ ᠣᠢᠢᠷᠠᠲᠤᠬᠤ ᠳᠣᠲᠤᠮ ᠲᠡᠭᠦᠨ ᠤ ᠥᠩᠭᠡ ᠣᠯᠠᠮ ᠬᠣᠪᠢᠷᠠᠵᠤ ᠴᠠᠭᠠᠨ ᠡᠴᠡ ᠪᠡᠨ ᠴᠡᠩᠬᠡᠷ 
ᠪᠣᠯᠵᠤ᠂ ᠴᠡᠩᠬᠡᠷ ᠡᠴᠡ ᠪᠡᠨ ᠬᠥᠬᠡ᠂ ᠬᠥᠬᠡ ᠡᠴᠡ ᠪᠡᠨ ᠬᠠᠷ᠎ᠠ ᠬᠦᠬᠡ ᠪᠣᠯᠵᠤ᠂ ᠠᠯᠲᠠᠨ ᠮᠦᠩᠭᠦᠨ ᠵᠢᠭᠠᠰᠤ ᠬᠥᠪᠴᠦ 
ᠪᠠᠢᠢᠬᠤ ᠮᠡᠲᠦ ᠭᠢᠯᠲᠦᠭᠡᠨᠡᠨ ᠳᠠᠪᠠᠯᠭᠠᠯᠠᠨ᠎ᠠ᠃
   ᠨᠠᠷᠠᠨ ᠪᠠᠷᠠᠭᠤᠨ᠎ᠠ ᠬᠡᠯᠪᠡᠢᠢᠬᠦ ᠶᠢᠨ ᠦᠶ᠎ᠡ ᠳᠦ ᠰᠦᠷᠦᠭ ᠰᠦᠷᠦᠭ ᠬᠣᠨᠢ ᠢᠮᠠᠭ᠎ᠠ ᠬᠣᠲᠠ ᠤᠷᠤᠭᠤ ᠪᠡᠨ ᠬᠠᠨᠳᠤᠭᠰᠠᠨ 
ᠪᠠᠢᠢᠲᠠᠯ᠎ᠠ ᠪᠠᠰᠠ ᠬᠡᠳᠦ ᠬᠡᠳᠦᠨ ᠰᠦᠷᠦᠭ ᠬᠣᠨᠢ ᠨᠠᠭᠤᠷ ᠤᠨ ᠬᠥᠪᠡᠭᠡ ᠳᠠᠭᠠᠵᠤ ᠰᠦᠷᠦᠭᠯᠡᠨ ᠶᠠᠪᠤᠭᠰᠠᠭᠠᠷ ᠣᠯᠠᠮ ᠣᠯᠠᠮ 
ᠴᠢᠨᠠᠭᠰᠢᠯᠠᠵᠤ ᠰᠡᠭᠦᠯ ᠳᠡᠭᠡᠨ ᠪᠦᠷ ᠨᠠᠭᠤᠷ ᠤᠨ ᠭᠣᠣᠯ ᠤᠷᠤᠭᠤ ᠣᠷᠤᠵᠤ ᠬᠥᠪᠦᠨ ᠣᠳᠬᠤ ᠳᠤ ᠪᠢ ᠰᠠᠶᠢ ᠲᠡᠭᠦᠨ ᠢ ᠬᠣᠨ 
ᠭᠠᠯᠠᠭᠤ ᠶᠢᠨ ᠰᠦᠷᠦᠭ ᠭᠡᠵᠦ ᠮᠡᠳᠡᠯ᠎ᠡ᠃ ᠣᠷᠳᠤᠰ ᠤᠨ ᠮᠠᠯᠴᠢᠳ ᠬᠣᠨ ᠭᠠᠯᠠᠭᠤ ᠶᠢ ᠬᠠᠪᠤᠷ ᠢ ᠤᠷᠢᠭᠰᠠᠨ ᠵᠢᠷᠭᠠᠯᠲᠤ 
ᠰᠢᠪᠠᠭᠤ ᠭᠡᠵᠦ ᠬᠠᠢᠢᠷᠠᠯᠠᠳᠠᠭ ᠪᠣᠯᠬᠤᠷ ᠬᠠᠷᠪᠤᠵᠤ ᠨᠠᠮᠨᠠᠵᠤ ᠠᠯᠠᠵᠤ ᠨᠢᠲᠤᠯᠬᠤ ᠦᠭᠡᠢ᠂ ᠬᠤᠨ ᠭᠠᠯᠠᠭᠤ ᠴᠤ ᠬᠦᠮᠦᠨ ᠪᠣᠶᠤ 
ᠮᠠᠯ ᠡᠴᠡ ᠠᠶᠤᠳᠠᠭ ᠦᠭᠡᠢ ᠠᠵᠢ᠃
   ᠨᠠᠭᠤᠷ ᠤᠨ ᠤᠰᠤ ᠰᠢᠨ᠎ᠡ ᠪᠡᠷᠢ ᠶᠢᠨ ᠨᠢᠭᠤᠷ ᠤᠨ ᠲᠣᠯᠢ ᠮᠡᠲᠦ ᠲᠤᠩᠭᠠᠯᠠᠭ᠂ ᠢᠷᠤᠭᠠᠷ ᠲᠤᠨᠢ ᠪᠠᠢᠢᠬᠤ ᠵᠢᠭᠠᠰᠤ 
ᠵᠢᠷᠠᠭᠠᠬᠠᠢ ᠴᠦᠮ ᠢᠷᠡᠯᠵᠠᠨ ᠦᠵᠡᠭᠳᠡᠨ᠎ᠡ᠃ ᠨᠠᠭᠤᠷ ᠤᠨ ᠬᠥᠪᠡᠭᠡ ᠪᠡᠷ ᠠᠯᠭᠤᠷᠬᠠᠨ ᠶᠠᠪᠤᠬᠤ ᠳᠤ ᠰᠡᠳᠭᠢᠯ ᠳᠣᠲᠤᠷ᠎ᠠ 
ᠲᠤᠢᠢᠯ ᠤᠨ ᠰᠠᠷᠠᠭᠤᠯ ᠲᠡᠨᠢᠭᠦᠬᠡᠨ ᠰᠠᠨᠠᠭᠳᠠᠵᠤ᠂ ᠬᠤᠨ ᠭᠠᠯᠠᠭᠤ ᠶᠢᠨ ᠳᠠᠭᠤᠨ᠂ ᠬᠣᠯᠠᠳᠤᠨ ᠣᠳᠬᠤ ᠮᠠᠯᠴᠢᠨ ᠪᠦᠰᠡᠭᠦᠢ ᠶᠢᠨ 
ᠳᠠᠭᠤᠨ ᠯᠤᠭ᠎ᠠ ᠬᠣᠣᠰᠯᠠᠯᠳᠤᠨ ᠬᠦᠮᠦᠰ ᠲᠦ ᠣᠯᠠᠮ ᠨᠠᠮ ᠰᠡᠯᠡᠭᠦᠨ ᠠᠮᠤᠷ ᠲᠥᠪᠰᠢᠨ ᠰᠡᠳᠭᠢᠯᠭᠡ ᠲᠦᠷᠦᠭᠳᠡᠭᠦᠯᠦᠨ᠎ᠡ᠃ 
ᠣᠷᠤᠢ ᠳᠠᠭᠠᠨ ᠡᠭᠦᠯᠡ ᠭᠣᠭᠴᠤᠭᠠᠯᠠᠰᠠᠨ ᠡᠷᠭᠡᠲᠦ ᠬᠠᠢᠢᠷᠬᠠᠨ ᠤ ᠰᠡᠭᠦᠳᠡᠷ ᠨᠠᠭᠤᠷ ᠤᠨ ᠤᠰᠤᠨ ᠳᠤ ᠲᠤᠰᠴᠤ᠂ 
ᠮᠦᠩᠭᠦᠨ ᠳᠤᠭᠤᠯᠠᠭ᠎ᠠ ᠡᠮᠦᠰᠦᠭᠰᠡᠨ ᠵᠠᠩᠵᠤᠨ ᠰᠦᠪᠡᠭᠡ ᠳᠠᠷᠤᠨ ᠵᠣᠭᠰᠤᠭᠰᠠᠨ ᠰᠢᠭ ᠰᠦᠷᠯᠢᠭ᠌ ᠬᠠᠷᠠᠭᠳᠠᠨ᠎ᠠ᠃ 
ᠡᠨᠡ ᠬᠢᠷᠢ ᠳᠤ ᠬᠡᠨ ᠴᠤ ᠪᠠᠷᠤᠭ ᠥᠯᠦᠰᠴᠦ ᠶᠠᠳᠠᠷᠠᠭᠰᠠᠨ ᠪᠠᠢᠢᠭᠠᠯᠢ ᠶᠢᠨ ᠬᠠᠢᠢᠬᠠᠮᠰᠢᠭ ᠲᠤ ᠰᠢᠨᠤᠬᠠᠢᠢᠷᠠᠨ᠎ᠠ᠃ 
ᠭᠡᠪᠡᠴᠦ ᠬᠥᠯᠦᠷᠡᠭᠰᠡᠨ ᠲᠡᠮᠡᠭᠡ ᠬᠦᠵᠦᠭᠦᠦ ᠪᠡᠨ ᠰᠤᠩᠭᠤᠨ ᠵᠦᠭᠡᠯᠡᠨ ᠭᠠᠵᠠᠷ ᠢ ᠨᠡᠮᠡᠯᠵᠡᠲᠡᠯ᠎ᠡ ᠬᠢᠰᠬᠢᠵᠦ ᠣᠯᠠᠮ ᠲᠥᠷᠭᠡᠯᠡᠪᠡ᠃
   ᠠᠯᠲᠠᠨ ᠨᠠᠷᠠᠨ ᠠᠯᠤᠰ ᠤᠨ ᠲᠣᠯᠤᠭᠠᠢ ᠳᠤ ᠰᠢᠷᠭᠤᠬᠤ ᠦᠶ᠎ᠡ ᠪᠡᠷ ᠪᠢᠳᠡ ᠡᠷᠭᠡᠲᠦ ᠶᠢᠨ ᠬᠥᠲᠦᠯ ᠢ ᠳᠠᠪᠠᠪᠠ᠃ 
ᠴᠢᠨᠳᠠᠭᠠᠨ ᠴᠠᠭᠠᠨ ᠡᠭᠦᠯᠡᠰ ᠴᠢᠰ ᠤᠯᠠᠭᠠᠨ ᠪᠣᠯᠵᠤ ᠬᠥᠪᠡᠭᠡ ᠪᠡᠷ ᠨᠢ ᠠᠯᠲᠠ ᠪᠡᠷ ᠰᠢᠷᠲᠡᠭᠰᠡᠨ ᠮᠡᠲᠦ ᠰᠢᠷᠠᠯᠠᠨ ᠭᠡᠷᠯᠲᠦᠵᠦ᠂ 
ᠨᠠᠭᠤᠷ ᠤᠨ ᠤᠰᠤᠨ ᠳᠤ ᠲᠤᠰᠴᠠᠢ᠃ ᠡᠨᠡ ᠵᠠᠭᠤᠷ᠎ᠠ ᠥᠨᠳᠦᠷ ᠠᠭᠤᠯᠠ ᠶᠢᠨ ᠣᠷᠤᠢ ᠳᠡᠭᠡᠷ᠎ᠡ ᠡᠴᠡ ᠡᠷᠭᠢᠨ ᠪᠠᠷᠠᠯᠠᠪᠠᠯ ᠄
 ᠲᠡᠷᠭᠡᠯ ᠰᠠᠷᠠᠨ ᠮᠡᠲᠦ ᠲᠦᠭᠦᠷᠢᠭ᠌ ᠤᠨᠠᠭᠠᠨ ᠪᠦᠷᠢᠲᠦ ᠥᠪᠴᠢ ᠪᠡᠷ ᠶᠢᠡᠨ ᠭᠠᠯ ᠳᠤ ᠤᠯᠠᠢᠢᠵᠤ ᠲᠡᠭᠦᠨ ᠢ ᠬᠦᠷᠢᠶᠡᠯᠡᠭᠰᠡᠨ 
ᠨᠣᠭᠤᠭᠠᠨ ᠲᠠᠯ᠎ᠠ᠂ ᠲᠠᠯ᠎ᠠ ᠶᠢ ᠲᠣᠭᠤᠷᠢᠭᠰᠠᠨ ᠬᠦᠬᠡ ᠰᠢᠭᠤᠢ ᠶᠢᠨ ᠭᠠᠳᠠᠨᠠᠬᠢ ᠡᠯᠡᠰᠦᠨ ᠳᠠᠯᠠᠢ ᠲᠤᠰ ᠲᠤᠰ ᠶᠢᠡᠷ ᠥᠩᠭᠡ 
ᠢᠯᠭᠠᠷᠠᠨ᠂ ᠵᠠᠬ᠎ᠠ ᠬᠢᠵᠠᠭᠠᠷ ᠦᠭᠡᠢ ᠶᠡᠬᠡ ᠵᠠᠰᠠᠷ ᠴᠠᠮᠪᠠᠨ ᠳᠡᠭᠡᠷ᠎ᠡ ᠬᠦᠮᠦᠷᠢᠭ᠍ᠰᠡᠨ ᠲᠣᠮᠤ ᠠᠯᠲᠠᠨ ᠲᠠᠪᠠᠭ ᠡᠴᠡ ᠲᠠᠪᠤᠨ 
ᠥᠩᠭᠡ ᠶᠢᠨ ᠭᠡᠷᠯ ᠰᠠᠴᠤᠷᠠᠵᠤ ᠪᠠᠢᠢᠬᠤ ᠮᠡᠲᠦ ᠬᠠᠷᠠᠭᠳᠠᠨ᠎ᠠ᠃
   ᠡᠨᠡ ᠰᠠᠢᠢᠬᠠᠨ ᠪᠠᠢᠢᠭᠠᠯᠢ ᠶᠢᠨ ᠭᠠᠢᠢᠬᠠᠮᠰᠢᠭ ᠢ ᠪᠠᠬᠠᠷᠬᠠᠨ ᠵᠣᠭᠰᠤᠬᠤ ᠶᠢ ᠶᠠᠳᠠᠷᠠᠯ ᠵᠦᠳᠡᠷᠡᠯ ᠢ ᠴᠦᠮ 
ᠲᠠᠢᠢᠳᠬᠤᠷᠠᠭᠤᠯᠵᠤ᠂ ᠴᠡᠭᠡᠵᠢ ᠰᠠᠷᠠᠭᠤᠯ ᠰᠡᠳᠭᠢᠯ ᠠᠭᠤᠳᠠᠮ ᠪᠣᠯᠬᠤ ᠡᠴᠡ ᠭᠠᠳᠠᠨ᠎ᠠ ᠡᠬᠡ ᠣᠷᠤᠨ ᠤ ᠬᠣᠲᠠᠯᠠ ᠲᠡᠭᠦᠯᠳᠡᠷ 
ᠣᠮᠠᠷᠠᠲᠤ ᠣᠷᠤᠨ ᠳᠤ ᠬᠢᠵᠠᠭᠠᠷ ᠦᠭᠡᠢ ᠬᠠᠢᠢᠷ᠎ᠠ ᠪᠠᠬ᠎ᠠ ᠲᠦᠷᠦᠭᠳᠡᠨ᠎ᠡ᠃